Zogsoltgui

歌词
ᠠᠮᠢᠳᠤᠷᠠᠯ ᠤᠨ ᠬᠦᠷᠳᠤ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠤᠨ ᠬᠦᠷᠳᠤ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠥᠷᠨᠢᠭᠰᠡᠭᠡᠷ ᠠᠮᠢᠳᠤᠷᠠᠯ ᠦᠷᠭᠦᠯᠵᠢᠯᠡᠭᠰᠡᠭᠡᠷ
ᠪᠥᠷᠲᠡ ᠴᠢᠨᠣ᠎ᠠ ᠭᠤᠸ᠋᠎ᠠ ᠮᠠᠷᠠᠯ ᠠᠴᠠ ᠠᠮᠢᠳᠤᠷᠠᠯ ᠤᠨ ᠬᠦᠷᠳᠦ ᠡᠷᠭᠢᠵᠦ ᠡᠬᠢᠯᠡᠭᠰᠡᠨ
ᠪᠢᠳᠡᠨ ᠳᠦ ᠠᠭᠤᠤ ᠲᠡᠦᠬᠡ ᠶᠢ ᠮᠡᠷᠭᠡᠳ ᠦᠯᠡᠳᠡᠭᠡᠭᠰᠡᠨ
ᠬᠦᠢ ᠨᠢᠭᠡᠳᠦᠯ ᠡᠴᠡ ᠬᠥᠭᠵᠢᠯ ᠬᠦᠷᠲᠡᠯ᠎ᠡ ᠡᠨᠡ ᠬᠦᠷᠲᠡᠯ᠎ᠡ ᠵᠣᠭᠰᠣᠭ᠎ᠠ ᠦᠭᠡᠢ
ᠬᠦᠷᠦᠨ ᠲᠤᠯᠬᠤ ᠴᠡᠭ ᠦᠭᠡᠢ ᠪᠣᠯ ᠲᠡᠭᠦᠨ ᠦ ᠬᠤᠷᠳᠤ ᠵᠣᠭᠰᠣᠯᠲᠠ ᠦᠭᠡᠢ
ᠡᠷᠴᠢᠯᠡᠭᠰᠡᠨ ᠡᠨᠡ ᠡᠷᠭᠢᠭᠦᠯᠭᠡᠲᠦ ᠶᠠᠭᠤ ᠡᠰᠡ ᠢ ᠲᠤᠭᠤᠯᠪᠠ
ᠳᠡᠯᠡᠬᠡᠢ ‍ᠶ᠋ᠢᠨ ᠳᠠᠶ᠋ᠢᠲᠠᠢ ᠬᠡᠮᠵᠢᠭᠰᠡᠨ ᠮᠣᠩᠭᠣᠯ ᠭᠦᠷᠦᠨ ᠢ ᠪᠠᠶ᠋ᠢᠭᠤᠯᠪᠠ
ᠠᠳᠠᠯᠢ ᠨᠢᠭᠡᠨ ‍ᠢᠶ᠋ᠡᠨ ᠠᠳᠠ ᠦᠵᠡᠬᠦ ᠠᠯᠳᠠᠭ᠎ᠠ ᠭᠠᠢ ᠪᠣᠯᠪᠠ
ᠠᠷᠠᠳ ᠲᠦᠮᠡᠨ ᠬᠠᠷᠢ ᠶ᠋ᠢᠨ ᠬᠢᠨ ᠳᠤ ᠭᠤᠷᠪᠠᠨ ᠵᠠᠭᠤᠨ ᠵᠢᠯ ᠳᠠᠷᠤᠯᠠᠭᠤᠯᠪᠠ
ᠬᠤᠷᠢᠨ ᠨᠢᠭᠡᠨ ᠣᠨ ᠣᠯᠠᠨ ᠤ ᠮᠠᠩᠨᠠᠢ ᠲᠡᠨᠡᠢᠢᠭᠰᠡᠨ ᠴᠤ
ᠬᠣᠣᠷᠲᠤ ᠺᠣᠮᠮᠦ᠋ᠨᠢᠰᠮ ᠳᠤ ᠪᠦᠭᠦᠳᠡ ᠠᠮᠠ ᠪᠠᠨ ᠵᠢᠮᠢᠢᠭᠰᠡᠨ
ᠬᠡᠯᠮᠡᠭᠳᠡᠭᠰᠡᠨ ᠮᠣᠩᠭᠣᠯ ᠤᠷᠤᠭᠤ ᠪᠠᠨ ᠮᠣᠩᠭᠣᠯ ᠨᠢ ᠫᠤᠤ ᠱᠠᠭᠠᠶ᠋ᠢᠭᠰᠠᠨ
ᠬᠡᠲᠦ ᠲᠤᠶ᠋ᠢᠯᠰᠢᠷᠠᠯ ᠠᠴᠠ ᠲᠡᠦᠬᠡᠨ ᠰᠤᠳᠤᠷ ᠰᠢᠲᠠᠭᠠᠭᠳᠠᠭᠰᠠᠨ
ᠡᠷᠬᠡ ᠴᠢᠯᠦᠭᠡ ᠭᠡᠳᠡᠭ ᠦᠭᠡ ᠶᠢ ᠶᠠᠷᠡᠨ ᠣᠨ ᠠᠴᠠ ᠱᠤᠤᠭᠢᠭᠰᠠᠨ
ᠡᠷᠬᠡ ᠮᠡᠳᠡᠯ ᠦᠨ ᠰᠠᠨᠳᠠᠯᠢ ᠳᠤ ᠴᠢᠳᠠᠯ ᠪᠠᠶ᠋ᠢᠪᠠᠯ ᠰᠠᠭᠤ ᠭᠡᠰᠡᠨ
ᠡᠨᠡ ᠪᠦᠬᠦᠨ ᠢ ᠬᠠᠮᠤᠨ ᠡᠷᠭᠢᠬᠦ ᠠᠮᠢᠳᠤᠷᠠᠯ ᠤᠨ ᠡᠷᠭᠢᠭᠦᠯᠭᠡ
ᠡᠷᠡᠨ ᠵᠠᠭᠤᠨ ᠢ ᠳᠠᠮᠵᠢᠨ ᠡᠷᠭᠢᠨ᠎ᠡ ᠬᠥᠮᠥᠨ ᠲᠠ ᠡᠷᠭᠢᠴᠡᠭᠦᠯᠭᠡ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠥᠷᠨᠢᠭᠰᠡᠭᠡᠷ ᠠᠮᠢᠳᠤᠷᠠᠯ ᠦᠷᠭᠦᠯᠵᠢᠯᠡᠭᠰᠡᠭᠡᠷ
ᠠᠮᠢᠳᠤᠷᠠᠯ ᠦᠷᠭᠦᠯᠵᠢᠯᠡᠭᠰᠡᠭᠡᠷ ᠬᠦᠷᠳᠦ ᠵᠣᠭᠰᠣᠯᠲᠠ ᠦᠭᠡᠢ ᠡᠷᠭᠢᠨ᠎ᠡ
ᠠᠯᠠᠭ ᠦᠷᠡᠰ ᠨᠢᠭᠡᠳᠦᠨ᠎ᠡ ᠣᠳᠣ ᠮᠣᠩᠭᠣᠯ ᠣᠷᠣᠨ ᠰᠡᠷᠭᠦᠨ᠎ᠡ
ᠠᠯᠢᠪ ᠭᠠᠷ ‍ᠢᠶ᠋ᠠᠨ ᠠᠳᠬᠤ ᠠᠬᠠᠨ ᠳᠡᠭᠦᠰ ᠦᠨ ᠬᠦᠴᠦ ᠶᠢ ᠦᠵᠡᠭᠦᠯ
ᠠᠰᠢᠭ ᠬᠣᠨᠵᠢᠶ᠎ᠠ ᠶᠢ ᠬᠣᠶ᠋ᠢᠰᠢ ᠲᠠᠯᠪᠢᠭᠠᠳ ᠢᠷᠡᠭᠡᠳᠦᠢ ᠶᠢ ᠡᠷᠭᠢᠴᠡᠭᠦᠯ
ᠮᠣᠩᠭᠣᠯᠴᠤᠳ ᠲᠤᠶ᠋ᠢᠯᠳᠠᠭ᠎ᠠ ᠦᠭᠡᠢ ᠪᠢᠳᠡᠨ ᠦ ᠬᠦᠴᠦ ᠵᠣᠭᠰᠣᠭ᠎ᠠ ᠦᠭᠡᠢ
ᠮᠣᠷᠢᠲᠠᠨ ᠪᠠᠭᠠᠲᠤᠷ ᠤᠨ ᠳᠣᠮᠣᠭ ᠮᠠᠷᠲᠠᠭᠳᠠᠬᠤ ᠪᠣᠯᠤᠭ᠎ᠠ ᠦᠭᠡᠢ
ᠴᠢᠨᠤ ᠰᠤᠳᠠᠰᠤ ᠪᠠᠷ ᠭᠦᠶᠦᠬᠦ ᠴᠢᠩᠭᠢᠰ ᠦᠨ ᠴᠢᠰᠤ ᠵᠣᠭᠰᠣᠭ᠎ᠠ ᠦᠭᠡᠢ
ᠮᠢᠨᠦ ᠮᠣᠩᠭᠣᠯ ᠤᠨ ᠲᠡᠦᠬᠡᠨ ᠳᠦ ᠴᠡᠭ ᠲᠠᠯᠪᠢᠬᠤ ᠪᠣᠯᠤᠭ᠎ᠠ ᠦᠭᠡᠢ
ᠪᠢᠳᠡ ᠮᠡᠳᠡᠨ᠎ᠡ ᠬᠡᠨ ᠡᠴᠡ ᠶᠠᠭᠤ ᠪᠠᠷ ᠳᠠᠪᠠᠭᠤ ᠭᠡᠳᠡᠭ ‍ᠢᠶ᠋ᠡᠨ ᠪᠦᠭᠦᠳᠡ ᠮᠡᠳᠡᠨ᠎ᠡ
ᠮᠣᠩᠭᠣᠯ ᠶᠠᠭᠤᠲᠠᠢ ᠠᠭᠤᠤ ᠭᠡᠳᠡᠭ ᠢ
ᠮᠣᠩᠭᠣᠯ ᠭᠡᠳᠡᠭ ᠨᠡᠷ᠎ᠡ ᠳᠣᠣᠷ᠎ᠠ ᠨᠢ ᠮᠡᠳᠡᠬᠦ ᠳᠦ ᠬᠠᠩᠭᠠᠯᠲᠠ ᠲᠠᠢ
ᠵᠣᠪᠠᠵᠤ ᠣᠯᠤᠭᠰᠠᠨ ᠪᠠᠭᠠᠬᠠᠨ ᠬᠣᠭᠣᠯᠠ ᠬᠠᠮᠢᠶ᠎ᠠ ᠦᠭᠡᠢ ᠠᠮᠲᠠᠲᠠᠢ
ᠠᠮᠢᠳᠤᠷᠠᠯ ᠤᠨ ᠡᠷᠭᠢᠯᠲᠡᠨ ᠳᠦ ᠦᠯᠡᠳᠡᠬᠦ ᠲᠡᠦᠬᠡ ᠶᠢ ᠴᠢ ᠪᠦᠲᠦᠭᠡᠨ᠎ᠡ
ᠠᠷᠪᠢᠨ ᠪᠠᠶᠠᠯᠢᠭ ᠢ ᠬᠣᠶ᠋ᠢᠴᠢ ᠦᠶ᠎ᠡ ᠳᠡᠭᠡᠨ ᠪᠢᠳᠡ ᠦᠯᠡᠳᠡᠭᠡᠨ᠎ᠡ
ᠠᠭᠤᠤ ᠦᠨᠳᠦᠰᠦᠲᠡᠨ ᠳᠦ ᠪᠡᠨ ᠬᠡᠷᠡᠭᠲᠡᠢ ᠶᠢ ᠦᠷᠭᠦᠯᠵᠢ ᠬᠢᠵᠡᠭᠡᠶ᠎ᠡ
ᠮᠣᠩᠭᠣᠯ ᠭᠦᠷᠦᠨ ᠦ ᠲᠡᠦᠬᠡ ᠵᠣᠭᠰᠣᠯᠲᠠ ᠦᠭᠡᠢ ᠦᠷᠭᠦᠯᠵᠢᠯᠡᠭᠰᠡᠭᠡᠷ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠥᠷᠨᠢᠭᠰᠡᠭᠡᠷ ᠠᠮᠢᠳᠤᠷᠠᠯ ᠦᠷᠭᠦᠯᠵᠢᠯᠡᠭᠰᠡᠭᠡᠷ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠤᠨ ᠬᠦᠷᠳᠦ ᠥᠴᠥᠬᠡᠨ ᠴᠤ ᠵᠣᠭᠰᠣᠯᠲᠠ ᠦᠭᠡᠢ ᠡᠷᠭᠢᠯᠳᠦᠭᠰᠡᠭᠡᠷ
ᠠᠮᠢᠳᠤᠷᠠᠯ ᠥᠷᠨᠢᠭᠰᠡᠭᠡᠷ ᠠᠮᠢᠳᠤᠷᠠᠯ ᠦᠷᠭᠦᠯᠵᠢᠯᠡᠭᠰᠡᠭᠡᠷ
ᠡᠪ ᠨᠢᠭᠡᠳᠦᠯ ᠪᠢᠳᠡᠨ ᠦ ᠮᠣᠩᠭᠣᠯ ᠭᠦᠷᠦᠨ ᠢ ᠮᠠᠨᠳᠤᠭᠤᠯᠤᠨ᠎ᠠ
ᠢᠲᠡᠭᠡᠯ ᠬᠦᠨᠳᠦᠯᠡᠯ ᠪᠢᠳᠡᠨ ᠦ ᠮᠣᠩᠭᠣᠯ ᠭᠦᠷᠦᠨ ᠢ ᠮᠠᠨᠳᠤᠭᠤᠯᠤᠨ᠎ᠠ
ᠢᠷᠡᠭᠡᠳᠦᠢ ᠶᠢᠨ ᠡᠵᠡᠨ ᠵᠢᠭᠠᠯ ᠤᠳ ᠮᠣᠩᠭᠣᠯ ᠭᠦᠷᠦᠨ ᠢ ᠮᠠᠨᠳᠤᠭᠤᠯᠤᠨ᠎ᠠ
ᠡᠷᠴᠢ ᠬᠦᠴᠦ ᠪᠡᠨ ᠪᠠᠬᠠᠳᠤᠭᠤᠯᠤᠨ ᠮᠣᠩᠭᠣᠯ ᠭᠦᠷᠦᠨ ᠢ ᠮᠠᠨᠳᠤᠭᠤᠯᠤᠨ᠎ᠠ

ᠲᠡᠶ᠋ᠢᠮᠦ ᠡ ᠮᠢᠨᠦ ᠴᠢᠨᠤ ᠪᠢᠳᠡᠨ ᠦ ᠠᠮᠢᠳᠤᠷᠠᠯ ᠦᠷᠭᠦᠯᠵᠢᠯᠡᠭᠰᠡᠭᠡᠷ
ᠮᠣᠩᠭᠣᠯ ᠤᠨ ᠲᠡᠦᠬᠡ ᠬᠡᠵᠢᠶ᠎ᠡ ᠴᠤ ᠵᠣᠭᠰᠣᠯᠲᠠ ᠦᠭᠡᠢ
ᠡᠪ ᠨᠢᠭᠡᠳᠦᠯ ᠢᠲᠡᠭᠡᠯ ᠬᠦᠨᠳᠦᠯᠡᠯ
ᠢᠷᠡᠭᠡᠳᠦᠢ ᠶᠢᠨ ᠡᠵᠡᠳ ᠡᠨᠡ ᠮᠣᠩᠭᠣᠯ ᠢ ᠮᠠᠨᠳᠤᠭᠤᠯᠤᠨ᠎ᠠ
ᠮᠣᠩᠭᠣᠯ ᠤᠯᠤᠰ ᠮᠠᠨᠳᠤᠲᠤᠭᠠᠢ
专辑信息
1.Minii Nutgiig Nadad Uldee
2.Mongolian History
3.Ooriinhooroo Bai
4.Ug Ayalguu
5.Haana Baina???
6.Nabaig Uzen Yad, Pt. 2
7.Zogsoltgui
8.Mongolz